ᠡᢈᠡ ᠣᠷᠤᠨ ᠤ᠋ ᠪᠠᠨ ᠥᠨᠴᠦᢉ ᠪᠤᠯᠤᠩ ᠪᠦᠷᠢ ᠳ᠋ᠦ ᠰᠠᠭᠤᠭᠠ ᠡᠷᠴᠢᠮ ᢈᠦᠴᠦᠨ ᠦ᠋ ᠰᠠᠯᠪᠤᠷᠢ ᠶ᠋ᠢᠨ ᠠᠵᠢᠯᠴᠢᠳ᠂ ᠠᢈᠮᠠᠳ ᠤ᠋ᠳ᠂ ᠡᠷᠳᠡᠮᠲᠡᠨ ᠮᠡᠷᢉᠡᠳ ᠲᠠ ᠪᠦᢈᠦᠨ ᠳ᠋ᠡᠭᠡᠨ ᠮᠣᠩᠭᠣᠯ ᠤᠯᠤᠰ ᠤ᠋ᠨ ᠭᠠᠯ ᠭᠣᠯᠤᠮᠲᠠ ᠡᠷᠴᠢᠮ ᢈᠦᠴᠦᠨ ᠦ᠋ ᠰᠠᠯᠪᠤᠷᠢ ᠡᢉᠦᠰᠦᠨ ᢈᠥᢉᠵᠢᢉᠰᠡᠨ ᠑᠐᠓ ᠵᠢᠯ ᠦ᠋ᠨ ᠣᠢ᠂ ᠠᠮᠤᠭᠤᠯᠠᠩ ᠳᠤᠯᠠᠭᠠᠨ ᠤ᠋ ᠰᠲ᠋ᠠᠨ᠋ᠼ ᠲᠥ᠂ᠥ᠂ᠻᠡ ᠡᢉᠦᠰᠦᠨ ᠪᠠᠶᠢᠭᠤᠯᠤᠭᠳᠠᠭᠰᠠᠨ ᠤ᠋ ᠑᠐ ᠵᠢᠯ ᠦ᠋ᠨ ᠣᠢ ᠶ᠋ᠢᠨ ᠪᠠᠶᠠᠷ ᠤ᠋ᠨ ᠮᠡᠨᠳᠦ ᠶ᠋ᠢ ᠥᠷᢉᠦᠨ ᠳᠡᠪᠰᠢᢉᠦᠯᠦᠶᠡ᠃
ᠥᠩᢉᠡᠷᠡᢉᠰᠡᠨ ᠑᠐ ᠵᠢᠯ ᠦ᠋ᠨ ᠬᠤᠭᠤᠴᠠᠭᠠᠨ ᠳ᠋ᠤ ᠮᠠᠨ ᠤ᠋ ᠻᠣᠮᠫᠠᠨᠢ ᠭᠠᠯ ᠭᠣᠯᠤᠮᠲᠠ ᠳ᠋ᠤ ᠪᠠᠨ ᠑᠑᠖ ᠮᠸᠲ ᠤ᠋ᠨ ᠭᠤᠷᠪᠠᠨ ᠵᠤᠤᠬᠠᠲᠠᠢ᠂ ᠓᠔᠘ ᠮᠸᠲ ᠤ᠋ᠨ ᠰᠠᠭᠤᠷᠢᠯᠠᠭᠳᠠᠭᠰᠠᠨ ᢈᠦᠴᠦᠨ ᠴᠢᠳᠠᠯᠲᠠᠢ ᠪᠠᠷ ᠡᢈᠢᠯᠡᠵᠦ᠂ ᠒᠐᠒᠓᠆᠒᠐᠒᠔ ᠣᠨ ᠳ᠋ᠤ ᠑᠑᠖ ᠮᠸᠲ ᠤ᠋ᠨ ᠨᠢᢉᠡ ᠵᠤᠤᠬᠠ ᠪᠠᠷ ᠥᠷᢉᠡᠳᢉᠡᠨ ᠰᠠᠭᠤᠷᠢᠯᠠᠭᠳᠠᠭᠰᠠᠨ ᢈᠦᠴᠦᠨ ᠴᠢᠳᠠᠯ ᠢ᠋ᠶᠠᠨ ᠔᠖᠔ ᠮᠸᠲ ᠪᠣᠯᠭᠠᠵᠤ᠂ ᠨᠡᠶᠢᠰᠯᠡᠯ ᠦ᠋ᠨ ᠵᠡᢉᠦᠨ ᠪᠦᠰᠡ ᠶ᠋ᠢᠨ ᢈᠡᠷᠡᢉᠯᠡᢉᠴᠢᠳ ᠢ᠋ ᠳᠤᠯᠠᠭᠠᠨ ᠤ᠋ ᠡᠷᠴᠢᠮ ᢈᠦᠴᠦ ᠪᠡᠷ ᠬᠠᠩᠭᠠᠨ ᠠᠵᠢᠯᠯᠠᠵᠤ ᠪᠠᠶᠢᠭᠠ ᠪᠥᢉᠡᠭᠡᠳ ᠤᠯᠠᠭᠠᠨᠪᠠᠭᠠᠲᠤᠷ ᠬᠣᠲᠠ ᠶ᠋ᠢᠨ ᠪᠠᠨ ᠳᠤᠯᠠᠭᠠᠨ ᠤ᠋ ᠡᠷᠴᠢᠮ ᢈᠦᠴᠦᠨ ᠦ᠋ ᠑᠓.᠑ ᠬᠤᠪᠢ ᠶ᠋ᠢ ᠬᠠᠩᠭᠠᠵᠤ ᠪᠠᠶᠢᠨᠠ᠃
ᠮᠠᠨ ᠤ᠋ ᠬᠠᠮᠲᠤ ᠣᠯᠠᠨ ᠨᠢᢉᠡᠨ ᠠᠷᠪᠠᠨ ᠤ᠋ ᠲᠤᠷᠰᠢ ᢈᠦᠷᠢᠶᠡᠯᠡᠨ ᠪᠤᠢ ᠣᠷᠴᠢᠨ᠂ ᠠᠷᠠᠳ ᠢᠷᢉᠡᠳ ᠦ᠋ᠨ ᠢ᠋ᠶᠡᠨ ᠡᠷᢈᠡ ᠠᠰᠢᠭ ᠢ᠋ ᠳᠡᠭᠡᠳᠦᠯᠡᠨ ᢈᠡᠷᠡᢉᠯᠡᢉᠴᠢᠳ ᠢ᠋ ᠳᠤᠯᠠᠭᠠᠨ ᠤ᠋ ᠡᠷᠴᠢᠮ ᢈᠦᠴᠦ ᠪᠡᠷ ᠲᠠᠰᠤᠷᠠᠯᠲᠠ ᠦᢉᠡᠢ ᠨᠠᠶᠢᠳᠠᠪᠤᠷᠢᠲᠠᠢ ᠬᠠᠩᠭᠠᠬᠤ ᠡᠷᢈᠢᠮ ᡉᠦᠷᢉᠡ ᠪᠡᠨ ᠨᠡᠷᠡ ᠲᠥᠷᠦ ᠲᠡᠢ ᠪᠡᠶᠡᠯᠡᢉᠦᠯᠵᠦ ᠢᠷᠡᢉᠰᠡᠨ ᠪᠥᢉᠡᠭᠡᠳ ᠡᠷᠴᠢᠮ ᢈᠦᠴᠦᠨ ᠦ᠋ ᠰᠠᠯᠪᠤᠷᠢ ᠳ᠋ᠤ ᠰᠡᠭᠦᠯ ᠦ᠋ᠨ ᠦᠶᠡ ᠶ᠋ᠢᠨ ᠳᠡᠪᠰᠢᠯᠲᠡᠲᠦ ᠲᠧᢈᠨᠢᢉ ᠲᠧᠻᠨᠣᠯᠣᢉᠢ ᠶ᠋ᠢ ᠨᠡᠪᠲᠡᠷᠡᢉᠦᠯᠦᠨ ᠪᠠᠶᠢᠭᠠᠯᠢ ᠣᠷᠴᠢᠨ ᠳ᠋ᠤ ᠡᠭᠡᠯᠲᠡᠢ᠂ ᠡᠳ᠋ ᠦ᠋ᠨ ᠵᠠᠰᠠᠭ᠂ ᠨᠣᠭᠤᠭᠠᠨ ᢈᠥᢉᠵᠢᠯ ᠢ᠋ ᠳᠡᠮᠵᠢᢉᠰᠡᠨ ᠦᠶᠢᠯᠡᠳᠪᠦᠷᠢᠯᠡᠯ᠂ ᠦᠢᠯᠡᠴᠢᠯᠡᢉᠡ ᠶᠠᠪᠤᠭᠤᠯᠵᠤ᠂ ᠨᠡᠶᠢᢉᠡᠮ ᠳ᠋ᠦ ᠡᠶᠡᠷᢉᠦ ᠥᢉᠡᠷᠡᠴᠢᠯᠡᠯᠲᠡ ᠪᠤᠢ ᠪᠣᠯᠭᠠᠵᠤ᠂ ᠪᠠᠶᠢᠭᠤᠯᠤᠯᠭᠠ ᠶ᠋ᠢᠨ ᠦᠨᠡᠲᠦ ᠵᠦᠢᠯ ᠪᠣᠯᠤᠭᠰᠠᠨ ᠠᠵᠢᠯᠲᠠᠨ ᠨᠤᠭᠤᠳ ᠤ᠋ᠨ ᠢ᠋ᠶᠠᠨ ᠠᠵᠢᠯᠯᠠᠬᠤ᠂ ᠠᠮᠢᠳᠤᠷᠠᠬᠤ ᠠᠶᠠ ᠲᠤᠬᠠᠲᠠᠢ ᠣᠷᠴᠢᠨ ᠢ᠋ ᠪᠦᠷᠢᠳᢉᠡᢈᠦ ᠲᠥᠯᠦᢉᠡ ᢈᠢᠴᠢᠶᠡᠨ ᠠᠵᠢᠯᠯᠠᠵᠤ ᠪᠠᠶᠢᠨᠠ᠃
ᠠᠮᠤᠭᠤᠯᠠᠩ ᠳᠤᠯᠠᠭᠠᠨ ᠤ᠋ ᠰᠲ᠋ᠠᠨ᠋ᠼ ᠲᠥ᠂ᠥ᠂ᠻᠡ ᠦ᠋ᠨ ᠬᠠᠮᠲᠤ ᠣᠯᠠᠨ ᠠᠶᠢᠯ ᠤ᠋ᠨ ᠑᠐ ᠵᠢᠯ ᠦ᠋ᠨ ᢈᠥᢉᠵᠢᠯ ᠦ᠋ᠨ ᠲᠡᠦᢈᠡ ᠶ᠋ᠢ ᠪᠦᠲᠦᠭᠡᠯᠴᠡᢉᠰᠡᠨ ᠦᠶᠡ ᠦᠶᠡ ᠶ᠋ᠢᠨ ᠠᢈᠮᠠᠳ ᠤ᠋ᠳ᠂ ᠢᠨᠵᠧᠨᠧᠷ ᠲᠧᢈᠨᠢᢉ ᠦ᠋ᠨ ᠠᠵᠢᠯᠴᠢᠳ᠂ ᠠᠯᠪᠠᠨ ᠬᠠᠭᠠᠭᠴᠢᠳ᠂ ᠬᠠᠮᠲᠤᠷᠠᠨ ᠠᠵᠢᠯᠯᠠᠭᠴᠢ ᠪᠠᠶᠢᠭᠤᠯᠤᠯᠭᠠ ᠨᠤᠭᠤᠳ᠂ ᠡᠷᢈᠢᠮ ᢈᠡᠷᠡᢉᠯᠡᢉᠴᠢ ᠲᠠ ᠪᠦᢈᠦᠨ ᠳ᠋ᠡᠭᠡᠨ ᠲᠡᠦᢈᠡᠲᠦ ᠣᠢ ᠶ᠋ᠢᠨ ᠪᠠᠶᠠᠷ ᠤ᠋ᠨ ᠮᠡᠨᠳᠦ ᢈᠦᠷᠭᠡᠵᠦ᠂ ᠡᠷᠡᢉᠦᠯ ᠡᠩᢈᠡ᠂ ᠠᠵᠠ ᠵᠢᠷᠭᠠᠯ᠂ ᠠᠵᠢᠯ ᢈᠥᠳᠡᠯᠮᠦᠷᠢ ᠶ᠋ᠢᠨ ᠥᠨᠳᠦᠷ ᠠᠮᠵᠢᠯᠲᠠ ᢈᠦᠰᠦᠨ ᠶᠡᠷᠦᠭᠡᠶᠡ᠃
ᠮᠣᠩᠭᠣᠯ ᠤᠯᠤᠰ ᠤ᠋ᠨ ᠭᠠᠯ ᠭᠣᠯᠤᠮᠲᠠ ᠮᠥᠩᢈᠡ ᠳ᠋ᠦ ᠮᠠᠨᠳᠤᠨ ᠪᠠᠳᠠᠷᠠᠬᠤ ᠪᠣᠯᠲᠤᠭᠠᠢ᠃
ᢉᠦᠢᠴᠡᠳᢈᠡᢈᠦ ᠵᠠᢈᠢᠷᠤᠯ
ᠮ᠃ ᠮᠥᠩᢈᠥᢉᠡ