MN
Хаах
MN

ᠪᠠᠶᠢᠭᠤᠯᠤᠯᠭ᠎ᠠ ᠶ᠋ᠢᠨ ᠲᠠᠨᠢᠯᠴᠠᠭᠤᠯᠭ᠎ᠠ

ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠑᠕ ᠣᠨ ᠤ᠋ ᠓᠗᠑ ᠳ᠋ᠤᠭᠠᠷ ᠲᠣᠭᠲᠠᠭᠠᠯ ᠢ᠋ᠶᠠᠷ “ᠠᠮᠤᠭᠤᠯᠠᠩ ᠳᠤᠯᠠᠭᠠᠨ ᠤ᠋ ᠰᠲ᠋ᠠᠨ᠋ᠼ” ᠬᠤ‍᠂ᠬᠠ‍᠂ᠻᠠ‍ ᠢ᠋ “ᠳᠤᠯᠠᠭᠠᠨ ᠤ᠋ IV ᠴᠠᢈᠢᠯᠭᠠᠨ ᠰᠲ᠋ᠠᠨ᠋ᠼ” ᠲᠥ‍᠂ᠥ‍᠂ᠻᠡ‍ ᠦ᠋ᠨ ᠣᢈᠢᠨ ᠻᠣᠮᠫᠠᠨᠢ ᢈᠡᠯᠪᠡᠷᠢ ᠪᠡᠷ ᠠᠵᠢᠯᠯᠠᠭᠤᠯᠬᠤ ᠪᠠᠷ ᠰᠢᠢᠳᠪᠦᠷᠢᠯᠡᢉᠰᠡᠨ᠃

ᠡᠨᠡ ᠰᠢᠢᠳᠪᠦᠷᠢ ᠶ᠋ᠢᠨ ᠳᠠᠭᠠᠤ ᠒᠐᠑᠕ ᠣᠨ ᠤ᠋ ᠑᠑ ᠳ᠋ᠦᢉᠡᠷ ᠰᠠᠷ᠎ᠠ ᠶ᠋ᠢᠨ ᠑᠙᠆ᠨ ᠦ᠋ ᠡᠳᠦᠷ ᠤᠯᠤᠰ ᠤ᠋ᠨ ᠪᠦᠷᠢᠳᢈᠡᠯ ᠦ᠋ᠨ ᠶᠡᠷᠦᠩᢈᠡᠢ ᠭᠠᠵᠠᠷ ᠠ᠋ᠴᠠ ᠐᠐᠐᠐᠑᠑᠐᠘᠑᠐ ᠳ᠋ᠤᠭᠠᠷᠲᠠᠢ ᠤᠯᠤᠰ ᠤ᠋ᠨ ᠪᠦᠷᠢᠳᢈᠡᠯ ᠦ᠋ᠨ ᢉᠡᠷᠴᠢᠯᢉᠡ ᠣᠯᠭᠤᠭᠳᠠᠭᠰᠠᠨ ᠢ᠋ᠶᠠᠷ ᠮᠣᠩᠭᠣᠯ ᠤᠯᠤᠰ ᠳ᠋ᠤ ᠪᠡᠶ᠎ᠡ ᠳᠠᠭᠠᠭᠰᠠᠨ ᠦᠢᠯᠡ ᠠᠵᠢᠯᠯᠠᠭ᠎ᠠ ᠶᠠᠪᠤᠭᠤᠯᠬᠤ ᠡᠷᢈᠡ ᠪᠦᢈᠦᠢ ᠬᠠᠤᠯᠢ ᠶ᠋ᠢᠨ ᠡᠲᢉᠡᠭᠡᠳ ᠪᠣᠯᠤᠭᠰᠠᠨ᠃

ᠮᠣᠩᠭᠣᠯ ᠤᠯᠤᠰ ᠤ᠋ᠨ ᠡᠷᠴᠢᠮ ᢈᠦᠴᠦᠨ ᠦ᠋ ᠶᠠᠮᠤᠨ ᠤ᠋ ᠒᠐᠑᠖ ᠣᠨ ᠤ᠋ ᠐᠒ ᠳ᠋ᠤᠭᠠᠷ ᠰᠠᠷ᠎ᠠ ᠶ᠋ᠢᠨ ᠐᠘᠆ᠨ ᠤ᠋ ᠡᠳᠦᠷ ᠦ᠋ᠨ ᠑᠖᠙᠑/᠑᠖ ᠳ᠋ᠤᠭᠠᠷ “ᠠᠵᠢᠯ ᠦᠢᠯᠡᠴᠢᠯᠡᢉᠡ ᠡᠷᢈᠢᠯᠡᢈᠦ” ᠲᠤᠰᠬᠠᠢ ᠵᠥᠪᠰᠢᠶᠡᠷᠡᠯ᠂ ᠡᠷᠴᠢᠮ ᢈᠦᠴᠦᠨ ᠦ᠋ ᠵᠣᢈᠢᠴᠠᠭᠤᠯᠬᠤ ᠬᠣᠷᠢᠶᠠᠨ ᠤ᠋ ᠒᠐᠑᠖ ᠣᠨ ᠤ᠋ ᠐᠔ ᠳ᠋ᠦᢉᠡᠷ ᠰᠠᠷ᠎ᠠ ᠶ᠋ᠢᠨ ᠒᠘᠆ᠨ ᠤ᠋ ᠡᠳᠦᠷ ᠦ᠋ᠨ ᠑᠐/᠒᠐᠑᠖ ᠳ᠋ᠤᠭᠠᠷ “ᠳᠤᠯᠠᠭᠠᠨ ᠤ᠋ ᠡᠷᠴᠢᠮ ᢈᠦᠴᠦ ᠦᠢᠯᠡᠳᠪᠦᠷᠢᠯᠡᢈᠦ” ᠕ ᠵᠢᠯ ᠦ᠋ᠨ ᠬᠤᠭᠤᠴᠠᠭᠠᠲᠠᠢ ᠲᠤᠰᠬᠠᠢ ᠵᠥᠪᠰᠢᠶᠡᠷᠡᠯ ᠲᠤᠰ ᠲᠤᠰ ᠣᠯᠭᠤᠭᠳᠠᠭᠰᠠᠨ ᠢ᠋ᠶᠠᠷ ᠦᠢᠯᠡ ᠠᠵᠢᠯᠯᠠᠭ᠎ᠠ ᠶᠠᠪᠤᠭᠤᠯᠬᠤ ᠡᠷᢈᠡᠲᠡᠢ ᠪᠣᠯᠤᠭᠰᠠᠨ᠃

“ᠳᠤᠯᠠᠭᠠᠨ ᠤ᠋ IV ᠴᠠᢈᠢᠯᠭᠠᠨ ᠰᠲ᠋ᠠᠨ᠋ᠼ” ᠲᠥ‍᠂ᠥ‍᠂ᠻᠡ‍ ᠦ᠋ᠨ ᠲᠥᠯᠦᢉᠡᠯᠡᠨ ᠤᠳᠤᠷᠢᠳᠬᠤ ᠵᠥᠪᠯᠡᠯ ᠦ᠋ᠨ ᠬᠤᠷᠠᠯ ᠤ᠋ᠨ ᠒᠐᠑᠕ ᠣᠨ ᠤ᠋ ᠒᠓ ᠳ᠋ᠤᠭᠠᠷ ᠲᠣᠭᠲᠠᠭᠠᠯ ᠢ᠋ᠶᠠᠷ “ᠠᠮᠤᠭᠤᠯᠠᠩ ᠳᠤᠯᠠᠭᠠᠨ ᠤ᠋ ᠰᠲ᠋ᠠᠨ᠋ᠼ” ᠬᠤ‍᠂ᠬᠠ‍᠂ᠻᠠ‍ ᠦ᠋ᠨ ᠤᠳᠤᠷᠢᠳᠤᠯᠭ᠎ᠠ᠂ ᠵᠣᢈᠢᠶᠠᠨ ᠪᠠᠶᠢᠭᠤᠯᠤᠯᠲᠠ ᠶ᠋ᠢᠨ ᠪᠦᠲᠦᠴᠡ ᠶ᠋ᠢ ᠪᠠᠲᠤᠯᠠᠭᠰᠠᠨ᠃

ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠤ᠋ᠨ ᠒᠐᠒᠐ ᠣᠨ ᠤ᠋ ᠐᠒ ᠳ᠋ᠤᠭᠠᠷ ᠰᠠᠷ᠎ᠠ ᠶ᠋ᠢᠨ ᠑᠙᠆ᠨ ᠦ᠋ ᠡᠳᠦᠷ ᠦ᠋ᠨ ᠗᠑ ᠳ᠋ᠤᠭᠠᠷ ᠲᠣᠭᠲᠠᠭᠠᠯ ᠢ᠋ᠶᠠᠷ “ᠳᠤᠯᠠᠭᠠᠨ ᠤ᠋ IV ᠴᠠᢈᠢᠯᠭᠠᠨ ᠰᠲ᠋ᠠᠨ᠋ᠼ” ᠲᠥ‍᠂ᠥ‍᠂ᠻᠡ‍ ᠦ᠋ᠨ ᠣᢈᠢᠨ ᠻᠣᠮᠫᠠᠨᠢ ᠪᠣᠯᠬᠤ “ᠠᠮᠤᠭᠤᠯᠠᠩ ᠳᠤᠯᠠᠭᠠᠨ ᠤ᠋ ᠰᠲ᠋ᠠᠨ᠋ᠼ” ᠬᠤ‍᠂ᠬᠠ‍᠂ᠻᠠ‍ ᠦ᠋ᠨ ᢈᠡᠯᠪᠡᠷᠢ ᠶ᠋ᠢ ᠑᠐᠐ ᠬᠤᠪᠢ ᠲᠥᠷᠦ ᠶ᠋ᠢᠨ ᠥᠮᠴᠢᠲᠦ ᠪᠡᠶ᠎ᠡ ᠳᠠᠭᠠᠭᠰᠠᠨ ᠬᠤᠪᠢᠴᠠᠭᠠᠲᠤ ᠻᠣᠮᠫᠠᠨᠢ ᠪᠣᠯᠭᠠᠨ ᠥᢉᠡᠷᠡᠴᠢᠯᠡᢉᠰᠡᠨ᠃

ᠣᠳᠤ “ᠠᠮᠤᠭᠤᠯᠠᠩ ᠳᠤᠯᠠᠭᠠᠨ ᠤ᠋ ᠰᠲ᠋ᠠᠨ᠋ᠼ” ᠲᠥ‍᠂ᠥ‍᠂ᠻᠡ‍ ᠦ᠋ᠨ ᢉᠦᠢᠴᠡᠳᢈᠡᢈᠦ ᠵᠠᢈᠢᠷᠤᠯ ᠢ᠋ᠶᠠᠷ ᠮᠣᠩᠭᠣᠯ ᠤᠯᠤᠰ ᠤ᠋ᠨ ᠵᠥᠪᠯᠡᢈᠦ ᠢᠨᠵᠧᠨᠧᠷ ᠮ᠃ ᠮᠥᠩᢈᠥᢉᠡ᠂ ᠶᠡᠷᠦᠩᢈᠡᠢ ᠢᠨᠵᠧᠨᠧᠷ ᠢ᠋ᠶᠡᠷ ᠡ᠃ ᠮᠥᠩᢈᠵᠢᠷᠭᠠᠯ ᠨᠠᠷ ᠲᠣᠮᠢᠯᠠᠭᠳᠠᠨ ᠠᠵᠢᠯᠯᠠᠵᠤ ᠪᠠᠶᠢᠨ᠎ᠠ᠃

ᠲᠤᠰ ᠻᠣᠮᠫᠠᠨᠢ ᠨᠢ

ᠠ᠃ ᠦᠨᠳᠦᠰᠦᠨ ᠦᠶᠢᠯᠡᠳᠪᠦᠷᠢᠯᠡᠯ ᠦ᠋ᠨ

  • ᠵᠤᠤᠬᠠᠨ ᠴᠧᠬ
  • ᠲᠦᠯᠡᠰᠢ ᠳᠠᠮᠵᠢᠭᠤᠯᠬᠤ ᠴᠧᠬ
  • ᠨᠡᢉᠡᠳᠦᢉᠰᠡᠨ ᠴᠧᠬ
  • ᠦᠶᠢᠯᠡᠳᠪᠦᠷᠢᠯᠡᠯ ᠦ᠋ᠨ ᠪᠣᠳᠤᠯᠭ᠎ᠠ᠂ ᠰᠢᠭᠤᠷᠬᠠᠢ ᠠᠵᠢᠯᠯᠠᠭᠠᠨ ᠤ᠋ ᢈᠡᠯᠲᠡᠰ
  • ᠵᠠᠰᠠᠪᠤᠷᠢ ᠶ᠋ᠢᠨ ᠴᠧᠬ
  • ᠠᠦ᠋ᠲᠤ᠋᠂ ᢈᠦᠨᠳᠦ ᠮᠠᠰᠢᠨ ᠮᠧᢈᠠᠨᠢᠰᠮ ᠤ᠋ᠨ ᢈᠡᠰᠡᢉ

ᠪ᠃ ᠦᠶᠢᠯᠡᠳᠪᠦᠷᠢᠯᠡᠯ ᠦ᠋ᠨ ᠪᠤᠰᠤ

  • ᠵᠠᢈᠢᠷᠭ᠎ᠠ ᠤᠳᠤᠷᠢᠳᠤᠯᠭ᠎ᠠ ᠶ᠋ᠢᠨ ᢈᠡᠯᠲᠡᠰ
  • ᢈᠢᠨᠠᠯᠲᠠ ᠶ᠋ᠢᠨ ᢈᠡᠯᠲᠡᠰ
  • ᠰᠠᠩᢈᠦᠦ᠂ ᠡᠳ᠋ ᠦ᠋ᠨ ᠵᠠᠰᠠᠭ ᠤ᠋ᠨ ᢈᠡᠯᠲᠡᠰ
  • ᠠᠵᠤ ᠠᢈᠤᠢ ᢈᠡᠰᠡᢉ
  • ᠬᠤᠳᠠᠯᠳᠤᠨ ᠠᠪᠬᠤ ᠠᠵᠢᠯᠯᠠᠭᠠᠨ ᠤ᠋ ᢈᠡᠯᠲᠡᠰ

ᢉᠡᠰᠡᠨ ᠪᠦᠲᠦᠴᠡ ᠲᠡᠢ ᠪᠡᠷ ᠦᠢᠯᠡ ᠠᠵᠢᠯᠯᠠᠭ᠎ᠠ ᠪᠠᠨ ᠶᠠᠪᠤᠭᠤᠯᠵᠤ ᠪᠠᠶᠢᠨ᠎ᠠ᠃

ᠡᢈᠡ ᠰᠤᠷᠪᠤᠯᠵᠢ
ᠵᠠᢈᠢᠷᠭ᠎ᠠ᠂ ᠤᠳᠤᠷᠢᠳᠤᠯᠭ᠎ᠠ ᠶ᠋ᠢᠨ ᢈᠡᠯᠲᠡᠰ ᠦ᠋ᠨ ᠳᠠᠷᠤᠭ᠎ᠠ ᠲ᠃ ᠶᠢᠳᠴᠢᠨᠬᠣᠷᠯᠣ
ᠤᠲᠠᠰᠤ᠄ 77111243
ᠥᠷᠦᢉᠡᠨ ᠦ᠋ ᠳ᠋ᠤᠭᠠᠷ᠄ 204