MN
Хаах
MN

ᠠᠪᠯᠢᠭ᠎ᠠ ᠶ᠋ᠢ ᠮᠡᠳᠡᢉᠡᠯᠡᢈᠦ 110 ᠲᠤᠰᠬᠠᠢ ᠳ᠋ᠤᠭᠠᠷ 1-110 ᠪᠣᠯᠵᠤ ᠥᢉᠡᠷᠡᠴᠢᠯᠡᢉᠳᠡᠯ᠎ᠡ

A- A A+
ᠠᠪᠯᠢᠭ᠎ᠠ ᠶ᠋ᠢ ᠮᠡᠳᠡᢉᠡᠯᠡᢈᠦ 110 ᠲᠤᠰᠬᠠᠢ ᠳ᠋ᠤᠭᠠᠷ 1-110 ᠪᠣᠯᠵᠤ ᠥᢉᠡᠷᠡᠴᠢᠯᠡᢉᠳᠡᠯ᠎ᠡ

ᠠᠪᠯᠢᠭ᠎ᠠ ᠶ᠋ᠢ ᠮᠡᠳᠡᢉᠡᠯᠡᢈᠦ 110 ᠲᠤᠰᠬᠠᠢ ᠳ᠋ᠤᠭᠠᠷ 1-110 ᠪᠣᠯᠵᠤ ᠥᢉᠡᠷᠡᠴᠢᠯᠡᢉᠳᠡᢉᠰᠡᠨ ᠲᠠᠯ᠎ᠠ ᠪᠠᠷᢈᠢ ᠮᠡᠳᠡᢉᠡᠯᠡᠯ ᠢ᠋ ᠢᠷᢉᠡᠳ᠂ ᠣᠯᠠᠨ ᠨᠡᠶᠢᠲᠡ ᠳ᠋ᠦ ᠲᠦᢉᠡᢉᠡᢈᠦ ᠠᠵᠢᠯ ᠤ᠋ᠨ ᢈᠦᠷᠢᠶᠡᠨ ᠳ᠋ᠦ ᠲᠥᠷᠦ ᠶ᠋ᠢᠨ ᠪᠠᠶᠢᠭᠤᠯᠤᠯᠭ᠎ᠠ ᠨᠤᠭᠤᠳ ᠤ᠋ᠨ ᠠᠰᠢᠭᠯᠠᠵᠤ ᠪᠠᠶᠢᠭ᠎ᠠ ᠴᠠᢈᠢᠮ ᠰᠢᠰᠲ᠋ᠧᠮ ᠳ᠋ᠡᢈᠢ 110 ᠲᠤᠰᠬᠠᠢ ᠳ᠋ᠤᠭᠠᠷ ᢉᠡᠰᠡᠨ ᠢ᠋ 1-110 ᠪᠣᠯᠭᠠᠵᠤ ᠥᢉᠡᠷᠡᠴᠢᠯᠡᢈᠦ᠂ ᠪᠦᢈᠦ ᠱᠠᠲᠤᠨ ᠤ᠋ ᠲᠥᠷᠦ ᠶ᠋ᠢᠨ ᠪᠠᠶᠢᠭᠤᠯᠤᠯᠭ᠎ᠠ ᠶ᠋ᠢᠨ ᠠᠯᠪᠠᠨ ᠶᠣᠰᠤᠨ ᠤ᠋ ᠴᠠᢈᠢᠮ ᠬᠤᠤᠲᠠᠰᠤ᠂ ᠨᠡᠶᠢᢉᠡᠮ ᠦ᠋ᠨ ᠰᠦᠯᠵᠢᠶᠡᠨ ᠳ᠋ᠦ ᠪᠠᠶᠢᠷᠢᠰᠢᠭᠤᠯᠤᠭᠰᠠᠨ 110 ᠲᠤᠰᠬᠠᠢ ᠳ᠋ᠤᠭᠠᠷ ᠢ᠋ 1-110 ᠪᠣᠯᠭᠠᠬᠤ᠂ ᠢᠷᢉᠡᠨ ᠦ᠋ ᠨᠡᠶᠢᢉᠡᠮ ᠦ᠋ᠨ ᠪᠠᠶᠢᠭᠤᠯᠤᠯᠭ᠎ᠠ᠂ ᠬᠤᠪᠢ ᠶ᠋ᠢᠨ ᢈᠡᠪᠰᠢᠯ ᠳ᠋ᠦ ᠬᠣᠯᠪᠤᠭᠳᠠᠬᠤ ᠮᠡᠳᠡᢉᠡᠯᠡᠯ ᠢ᠋ ᢈᠦᠷᠭᠡᢈᠦ᠂ ᠣᠯᠠᠨ ᠨᠡᠶᠢᠲᠡ ᠶ᠋ᠢᠨ ᠮᠡᠳᠡᢉᠡᠯᠡᠯ ᠦ᠋ᠨ ᢈᠡᠷᠡᢉᠰᠡᠯ ᠢ᠋ᠶᠡᠷ ᠰᠤᠷᠲᠠᠯᠴᠢᠯᠠᠬᠤ᠂ ᠡᠮᠦᠨ᠎ᠡ ᠪᠡᠯᠡᠳᢈᠡᠨ ᠲᠦᢉᠡᢉᠡᢉᠰᠡᠨ ᠰᠤᠷᠲᠠᠯᠴᠢᠯᠠᠭᠠᠨ ᠤ᠋ ᠮᠠᠲ᠋ᠧᠷᠢᠶᠠᠯ ᠢ᠋ ᠪᠣᠯᠤᠮᠵᠢᠲᠤ ᢈᠡᠯᠪᠡᠷᠢ ᠪᠡᠷ ᠥᢉᠡᠷᠡᠴᠢᠯᠡᢈᠦ ᠵᠡᠷᢉᠡ ᠠᠵᠢᠯ ᠢ᠋ ᢈᠢᠵᠦ ᠪᠠᠶᠢᠨ᠎ᠠ᠃

1-110 ᠳ᠋ᠤᠭᠠᠷ ᠨᠢ ᠲᠧᢈᠨᠢᢉ ᠲᠧᠻᠨᠣᠯᠣᢉᠢ ᠶ᠋ᠢᠨ ᠰᠢᠨᠡᠴᠢᠯᠡᠯ ᠢ᠋ ᠠᠰᠢᠭᠯᠠᠭᠰᠠᠨ᠂ ᠣᠯᠠᠨ ᠤᠯᠤᠰ ᠤ᠋ᠨ ᠵᠢᠱᠢᠭ ᠲᠦ ᠨᠡᠶᠢᠴᠡᢉᠰᠡᠨ᠂ ᠠᠪᠯᠢᠭ᠎ᠠ ᠶ᠋ᠢᠨ ᠲᠠᠯ᠎ᠠ ᠪᠠᠷᢈᠢ ᠮᠡᠳᠡᢉᠡᠯᠡᠯ ᠢ᠋ ᠠᠶᠤᠯ ᠦᢉᠡᠢ᠂ ᠰᠢᠭᠤᠷᠬᠠᠢ᠂ ᠨᠢᠭᠤᠴᠠᠯᠠᠯ ᠬᠠᠩᠭᠠᠵᠤ ᠥᢉᢈᠦ ᠪᠣᠯᠤᠮᠵᠢ ᠶ᠋ᠢ ᠪᠦᠷᠢᠨ ᠪᠦᠷᠢᠳᢉᠦᠯᠦᢉᠰᠡᠨ ᠢ᠋ᠶᠡᠷ ᠢ᠋ᠶᠡᠨ ᠳᠠᠪᠠᠭᠤᠲᠠᠢ ᠪᠣᠯᠤᠨ᠎ᠠ᠃