MN
Хаах
MN

ᠡᠮ-ᠰᠢ-ᠡᠰ ᠻᠣᠻᠠ-ᠻᠣᠯᠠ ᠻᠣᠮᠫᠠᠨᠢ ᠶ᠋ᠢᠨ ᠴᠡᠪᠡᠷᠯᠡᢉᠰᠡᠨ ᠬᠠᠶᠠᠭᠳᠠᠯ ᠤᠰᠤ ᠶ᠋ᠢ ᠠᠮᠤᠭᠤᠯᠠᠩ ᠳᠤᠯᠠᠭᠠᠨ ᠤ᠋ ᠰᠲ᠋ᠠᠨ᠋ᠼ ᠳ᠋ᠤ ᠠᠰᠢᠭᠯᠠᠬᠤ ᠰᠠᠨᠠᠮᠵᠢ ᠪᠢᠴᠢᢉ ᠪᠠᠶᠢᠭᠤᠯᠤᠯ᠎ᠠ

A- A A+
ᠡᠮ-ᠰᠢ-ᠡᠰ ᠻᠣᠻᠠ-ᠻᠣᠯᠠ ᠻᠣᠮᠫᠠᠨᠢ ᠶ᠋ᠢᠨ ᠴᠡᠪᠡᠷᠯᠡᢉᠰᠡᠨ ᠬᠠᠶᠠᠭᠳᠠᠯ ᠤᠰᠤ ᠶ᠋ᠢ ᠠᠮᠤᠭᠤᠯᠠᠩ ᠳᠤᠯᠠᠭᠠᠨ ᠤ᠋ ᠰᠲ᠋ᠠᠨ᠋ᠼ ᠳ᠋ᠤ ᠠᠰᠢᠭᠯᠠᠬᠤ ᠰᠠᠨᠠᠮᠵᠢ ᠪᠢᠴᠢᢉ ᠪᠠᠶᠢᠭᠤᠯᠤᠯ᠎ᠠ

ᠰᠠᠨᠠᠮᠵᠢ ᠪᠢᠴᠢᢉ ᠦ᠋ᠨ ᢈᠦᠷᠢᠶᠡᠨ ᠳ᠋ᠦ ᠡᠮ-ᠰᠢ-ᠡᠰ ᠻᠣᠻᠠ-ᠻᠣᠯᠠ ᠬᠤ‍᠂ᠬᠠ‍᠂ᠻᠠ‍ ᠠ᠋ᠴᠠ ᠠᠮᠤᠭᠤᠯᠠᠩ ᠳᠤᠯᠠᠭᠠᠨ ᠤ᠋ ᠰᠲ᠋ᠠᠨ᠋ᠼ ᠲᠥ‍᠂ᠥ‍᠂ᠻᠡ‍ ᢈᠦᠷᠲᠡᠯ᠎ᠡ ᠱᠤᠭᠤᠮ ᠬᠣᠭᠤᠯᠠᠢ ᠪᠠᠷᠢᠵᠤ᠂ ᠵᠡᢉᠦᠨ ᠪᠦᠰᠡ ᠶ᠋ᠢᠨ ᢈᠡᠷᠡᢉᠯᠡᢉᠴᠢᠳ ᠲᠦ ᠳᠤᠯᠠᠭᠠᠨ ᠦᠢᠯᠡᠳᠪᠦᠷᠢᠯᠡᢈᠦ ᠳ᠋ᠦ ᠠᠰᠢᠭᠯᠠᠬᠤ ᠤᠰᠤᠨ ᠤ᠋ ᠨᠡᠮᠡᠯᠲᠡ ᠡᢈᠡ ᠡᢉᠦᠰᠪᠦᠷᠢ ᠶ᠋ᠢ ᠪᠤᠢ ᠪᠣᠯᠭᠠᠨ᠎ᠠ᠃

ᠮᠠᠨ ᠤ᠋ ᠻᠣᠮᠫᠠᠨᠢ ᠨᠢ ᠦᠢᠯᠡᠳᠪᠦᠷᠢ ᠶ᠋ᠢᠨ ᠪᠦᢈᠦᠢ ᠯᠠ ᠫᠷᠣᠼᠧᠰᠰ ᠲᠦ ᠠᠰᠢᠭᠯᠠᠭᠰᠠᠨ ᠤᠰᠤ ᠪᠠᠨ ᠵᠠᠭᠠᠰᠤ ᠠᠮᠢᠳᠤᠷᠠᠵᠤ ᠪᠣᠯᠬᠤᠶᠢᠴᠠ ᠲᠦᠪᠰᠢᠨ ᠳ᠋ᠦ ᠪᠤᠶᠤ ᠙᠙% ᢈᠦᠷᠲᠡᠯ᠎ᠡ ᠴᠡᠪᠡᠷᠯᠡᠳᠡᢉ᠃ ᠡᠨᠡ ᠨᠢ Reduce, Recycle, Reuse ᢉᠡᠰᠡᠨ ᠵᠠᠷᠴᠢᠮ ᠢ᠋ ᠪᠠᠷᠢᠮᠲᠠᠯᠠᠵᠤ᠂ ᠪᠠᠶᠢᠭᠠᠯᠢ ᠣᠷᠴᠢᠨ ᠳ᠋ᠤ ᠪᠠᠨ ᠡᠭᠡᠯᠲᠡᠢ ᠦᠢᠯᠡ ᠠᠵᠢᠯᠯᠠᠭ᠎ᠠ ᠡᠷᢈᠢᠯᠡᢈᠦ ᠪᠣᠳᠤᠯᠭ᠎ᠠ ᠶ᠋ᠢᠨ ᢈᠦᠷᠢᠶᠡᠨ ᠳ᠋ᠦ ᠦᠢᠯᠡᠳᠪᠦᠷᠢ ᠶ᠋ᠢᠨ ᠬᠠᠶᠠᠭᠳᠠᠯ ᠤᠰᠤ ᠴᠡᠪᠡᠷᠯᠡᢈᠦ ᠪᠠᠶᠢᠭᠤᠯᠤᠮᠵᠢ ᠶ᠋ᠢ ᠒᠐᠑᠐ ᠣᠨ ᠳ᠋ᠤ ᠪᠠᠷᠢᠵᠤ᠂ ᠠᠰᠢᠭᠯᠠᠯᠲᠠ ᠳ᠋ᠤ ᠣᠷᠤᠭᠤᠯᠤᠭᠰᠠᠨ᠃

ᠵᠡᢉᠦᠨ ᠪᠦᠰᠡ ᠶ᠋ᠢᠨ ᢈᠡᠷᠡᢉᠯᠡᢉᠴᠢᠳ ᠢ᠋ ᠳᠤᠯᠠᠭᠠᠨ ᠢ᠋ᠶᠠᠷ ᠬᠠᠩᠭᠠᠬᠤ ᠠᠵᠢᠯ ᠳ᠋ᠤ ᠮᠠᠨ ᠤ᠋ ᠦᠢᠯᠡᠳᠪᠦᠷᠢ ᠶ᠋ᠢᠨ ᠴᠡᠪᠡᠷᠯᠡᢉᠰᠡᠨ ᠬᠠᠶᠠᠭᠳᠠᠯ ᠤᠰᠤ ᠶ᠋ᠢ ᠠᠰᠢᠭᠯᠠᠬᠤ ᠨᠢ ᢉᠦᠨ ᠦ᠋ ᠤᠰᠤᠨ ᠤ᠋ ᢈᠡᠷᠡᢉᠯᠡᢉᠡ ᠶ᠋ᠢ ᠪᠠᠭᠤᠷᠠᠭᠤᠯᠬᠤ᠂ ᢈᠡᠷᠡᢉᠯᠡᢉᠰᠡᠨ ᠤᠰᠤ ᠶ᠋ᠢ ᠴᠡᠪᠡᠷᠯᠡᢈᠦ᠂ ᠴᠡᠪᠡᠷᠯᠡᢉᠰᠡᠨ ᠢ᠋ᠶᠡᠨ ᠳᠠᢈᠢᠨ ᠠᠰᠢᠭᠯᠠᠬᠤ ᠲᠣᠶᠢᠷᠤᠭ ᠡᠳ᠋ ᠦ᠋ᠨ ᠵᠠᠰᠠᠭ ᠢ᠋ ᠪᠤᠢ ᠪᠣᠯᠭᠠᠵᠤ᠂ ᠪᠤᠰᠤᠳ ᠻᠣᠮᠫᠠᠨᠢ ᠳ᠋ᠤ ᠦᠯᢉᠡᠷ ᠵᠢᠱᠢᠶ᠎ᠡ ᠪᠣᠯᠬᠤᠶᠢᠴᠠ ᠪᠣᠳᠤᠲᠤ ᠠᠵᠢᠯ ᢈᠡᠷᠡᢉ ᠪᠣᠯᠵᠤ ᠪᠠᠶᠢᠨ᠎ᠠ᠃ ᠤᠴᠢᠷ ᠨᠢ ᠡᠨᠡ ᠲᠥᠰᠦᠯ ᠢ᠋ ᢈᠡᠷᠡᢉᠵᠢᢉᠦᠯᠦᢉᠰᠡᠨ ᠢ᠋ᠶᠡᠷ ᠠᠮᠤᠭᠤᠯᠠᠩ ᠳᠤᠯᠠᠭᠠᠨ ᠤ᠋ ᠰᠲ᠋ᠠᠨ᠋ᠼ ᠨᠣᠭᠤᠭᠠᠨ ᠰᠢᠢᠳᠡᠯ ᠢ᠋ ᠨᠡᠪᠲᠡᠷᠡᢉᠦᠯᠦᢉᠰᠡᠨ ᠲᠥᠷᠦ ᠶ᠋ᠢᠨ ᠥᠮᠴᠢᠲᠦ ᠠᠩᠬᠠᠨ ᠤ᠋ ᠰᠲ᠋ᠠᠨ᠋ᠼ ᠪᠣᠯᠬᠤ ᠶᠤᠮ᠃