ᠡᠷᠴᠢᠮ ᢈᠦᠴᠦᠨ ᠦ᠋ ᠳᠡᠳ᠋ ᠰᠠᠶᠢᠳ ᠮ᠃ ᠪᠠᠶᠠᠷᠮᠠᠭᠨᠠᠢ ᠪᠠᠷ ᠠᠬᠠᠯᠠᠭᠤᠯᠤᠭᠰᠠᠨ ᠠᠵᠢᠯ ᠤ᠋ᠨ ᢈᠡᠰᠡᢉ ᠥᠨᠦᠳᠦᠷ /᠒᠐᠒᠓.᠑᠑.᠐᠘/ ᠳᠤᠯᠠᠭᠠᠨ ᠤ᠋ III ᠴᠠᢈᠢᠯᠭᠠᠨ ᠰᠲ᠋ᠠᠨ᠋ᠼ ᠲᠥ᠂ᠥ᠂ᠻᠡ᠂ ᠠᠮᠤᠭᠤᠯᠠᠩ ᠤ᠋ᠨ ᠳᠤᠯᠠᠭᠠᠨ ᠤ᠋ ᠰᠲ᠋ᠠᠨ᠋ᠼ ᠲᠥ᠂ᠥ᠂ᠻᠡ ᠦ᠋ᠨ ᠥᠷᢉᠡᠳᢉᠡᠯ ᠦ᠋ᠨ ᠪᠠᠷᠢᠯᠭᠠ ᠤᠭᠰᠠᠷᠠᠯᠲᠠ ᠶ᠋ᠢᠨ ᠲᠠᠯᠠᠪᠠᠢ ᠳ᠋ᠤ ᠠᠵᠢᠯᠯᠠᠯᠠ᠃
ᠳᠤᠯᠠᠭᠠᠨ ᠤ᠋ III ᠴᠠᢈᠢᠯᠭᠠᠨ ᠰᠲ᠋ᠠᠨ᠋ᠼ ᠲᠥ᠂ᠥ᠂ᠻᠡ ᠦ᠋ᠨ ᠡᠪᠦᠯ ᠦ᠋ᠨ ᠪᠡᠯᠡᠳᢈᠡᠯ ᠬᠠᠩᠭᠠᠬᠤ ᠠᠵᠢᠯ ᠤ᠋ᠳ ᠬᠤᠪᠢᠶᠠᠷᠢ ᠶ᠋ᠢᠨ ᠳᠠᠭᠠᠤ ᢈᠢᢉᠳᠡᠵᠦ᠂ ᠥᠨᠦᠳᠦᠷ ᠦ᠋ᠨ ᠪᠠᠶᠢᠳᠠᠯ ᠢ᠋ᠶᠠᠷ ᠙᠖%᠆ᠶ᠋ᠢᠨ ᢉᠦᠶᠢᠴᠡᠳᢈᠡᠯ ᠲᠡᠢ ᠪᠠᠶᠢᠨᠠ᠃ ᠠᠪᠤᠯᠭᠠ᠂ ᠥᢉᠯᠦᢉᠡ ᠰᠡᠭᠦᠯ ᠦ᠋ᠨ ᠵᠢᠯ ᠦ᠋ᠳ ᠲᠡᠢ ᠬᠠᠷᠢᠴᠠᠭᠤᠯᠬᠤ ᠳ᠋ᠤ ᠪᠠᠭᠤᠷᠠᠭᠰᠠᠨ ᢉᠡᠳᠡᢉ ᠢ᠋ ᢈᠡᠯᠡᠵᠦ ᠪᠠᠶᠢᠭᠰᠠᠨ ᠶᠤᠮ᠃
᠒᠐᠒᠓᠆᠒᠐᠒᠔ ᠣᠨ ᠤ᠋ ᠡᠪᠦᠯ ᠦ᠋ᠨ ᠣᠷᢉᠢᠯ ᠠᠴᠢᠶᠠᠯᠠᠯ ᠤ᠋ᠨ ᠦᠶᠡ ᠳ᠋ᠦ ᠨᠥᢉᠡᠴᠡ ᠲᠣᠨᠤᠭᠯᠠᠯ ᠦᢉᠡᠢ ᠠᠵᠢᠯᠯᠠᠬᠤ ᠪᠠ ᠳᠤᠯᠠᠭᠠᠨ ᠤ᠋ ᠡᠷᠴᠢᠮ ᢈᠦᠴᠦᠨ ᠦ᠋ ᠲᠦᢉᠡᢉᠡᠯ ᠰᠠᠭᠤᠷᠢᠯᠠᠭᠳᠠᠭᠰᠠᠨ ᢈᠦᠴᠦᠨ ᠴᠢᠳᠠᠯ ᠠ᠋ᠴᠠ ᠳᠠᠪᠠᠬᠤ᠂ ᠵᠠᠷᠢᠮ ᠦᠨᠳᠦᠰᠦᠨ ᠲᠣᠨᠤᠭᠯᠠᠯ ᠤ᠋ᠳ ᢈᠡᠲᠦ ᠥᠨᠳᠦᠷ ᠨᠠᠰᠤᠵᠢᠯᠲᠠᠲᠠᠢ ᠪᠣᠯᠤᠭᠰᠠᠨ ᠲᠡᠳᠦᠢ ᠦᢉᠡᠢ ᠵᠠᠶᠢᠯᠠᠰᠢ ᠦᢉᠡᠢ ᠰᠢᠨᠡᠴᠢᠯᠡᢈᠦ ᠱᠠᠭᠠᠷᠳᠠᠯᠭᠠ ᠡᢉᠦᠰᠦᢉᠰᠡᠨ᠂ ᠣᠷᠤᠰ᠆ᠤᠻᠷᠠᠶᠢᠨ ᠤᠯᠤᠰ ᠬᠣᠭᠤᠷᠤᠨᠳᠤ ᠶ᠋ᠢᠨ ᠦᠯᠦ ᠣᠶᠢᠯᠠᠭᠠᠯᠴᠠᠯ ᠠ᠋ᠴᠠ ᠬᠠᠮᠠᠭᠠᠷᠴᠤ ᠲᠣᠨᠤᠭ ᠲᠥᢈᠦᢉᠡᠷᠦᠮᠵᠢ ᠶ᠋ᠢᠨ ᠰᠡᠯᠪᠡᢉ ᠮᠠᠲ᠋ᠧᠷᠢᠶᠠᠯ ᠤ᠋ᠨ ᠬᠣᠮᠰᠤᠳᠤᠯ ᠡᢉᠦᠰᠦᢈᠦ ᠪᠣᠯᠤᠨ ᠦᠨᠡ ᠨᠡᠮᠡᢉᠳᠡᢉᠰᠡᠨ ᠵᠡᠷᢉᠡ ᠲᠤᠯᠭᠠᠮᠳᠠᠵᠤ ᠪᠤᠢ ᠠᠰᠠᠭᠤᠳᠠᠯ ᠤ᠋ᠳ ᠤ᠋ᠨ ᠲᠠᠯᠠ ᠪᠠᠷ ᠲᠠᠨᠢᠯᠴᠠᠭᠤᠯᠪᠠ᠃
ᠤᠯᠠᠭᠠᠨᠪᠠᠭᠠᠲᠤᠷ ᠬᠣᠲᠠ ᠶ᠋ᠢᠨ ᠵᠡᢉᠦᠨ ᠪᠦᠰᠡ ᠶ᠋ᠢ ᠳᠤᠯᠠᠭᠠᠨ ᠤ᠋ ᠡᠷᠴᠢᠮ ᢈᠦᠴᠦ ᠪᠡᠷ ᠬᠠᠩᠭᠠᠳᠠᠭ ᠠᠮᠤᠭᠤᠯᠠᠩ ᠤ᠋ᠨ ᠳᠤᠯᠠᠭᠠᠨ ᠤ᠋ ᠰᠲ᠋ᠠᠨ᠋ᠼ ᠶ᠋ᠢ ᠑᠑᠖ ᠮᠸᠲ ᠤ᠋ᠨ ᢈᠦᠴᠦᠨ ᠴᠢᠳᠠᠯᠲᠠᠢ ᠨᠢᢉᠡ ᠵᠤᠤᠬᠠ ᠪᠠᠷ ᠥᠷᢉᠡᠳᢉᠡᢈᠦ ᠠᠵᠢᠯ ᠗᠖%᠆ᠶ᠋ᠢᠨ ᢉᠦᠶᠢᠴᠡᠳᢈᠡᠯ ᠲᠡᠢ ᠪᠠᠶᠢᠨᠠ᠃ ᠲᠥᠰᠦᠯ ᠦ᠋ᠨ ᠪᠠᠷᠢᠯᠭᠠ ᠤᠭᠰᠠᠷᠠᠯᠲᠠ ᠶ᠋ᠢᠨ ᠠᠵᠢᠯ ᠢ᠋ ᠲᠥᠯᠦᠪᠯᠡᢉᠡᠨ ᠦ᠋ ᠳᠠᠭᠠᠤ ᠒᠐᠒᠔ ᠣᠨ ᠤ᠋ ᠳᠣᠯᠤᠭᠠ ᠳ᠋ᠤᠭᠠᠷ ᠰᠠᠷᠠ ᠳ᠋ᠤ ᠳᠠᠭᠤᠰᠬᠠᠬᠤ ᠪᠠᠶᠢᠭᠰᠠᠨ ᠴᠤ ᠵᠠᢈᠢᠶᠠᠯᠠᠭᠴᠢ ᠲᠠᠯᠠ ᠶ᠋ᠢᠨ ᢈᠦᠰᠦᠯᠲᠡ ᠪᠡᠷ ᠬᠤᠭᠤᠴᠠᠭᠠ ᠶ᠋ᠢ ᠰᠢᠬᠠᠵᠤ᠂ ᠢᠷᠡᢈᠦ ᠑᠒ ᠳ᠋ᠤᠭᠠᠷ ᠰᠠᠷᠠ ᠳ᠋ᠤ ᠰᠦᠯᠵᠢᠶᠡᠨ ᠳ᠋ᠦ ᠵᠠᠯᠭᠠᠬᠤ ᠪᠠᠷ ᠤᠷᠲᠤᠰᠬᠠᠭᠰᠠᠨ ᠴᠠᠭ ᠤ᠋ᠨ ᠬᠤᠪᠢᠶᠠᠷᠢ ᠶ᠋ᠢᠨ ᠳᠠᠭᠠᠤ ᠰᠢᠬᠠᠭᠤ ᠠᠵᠢᠯᠯᠠᠵᠤ ᠪᠠᠶᠢᠭᠠ ᠲᠠᠯᠠ ᠪᠠᠷ ᢉᠦᠢᠴᠡᠳᢈᠡᢉᠴᠢ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤ᠋ᠨ ᠬᠤᠨᠠᠨ ᠢᠨᠳᠠᠰᠲ᠋ᠷᠢᠶᠠᠯ ᠡᢈᠦᠶᠢᠫᠮᠧᠨᠲ ᠢᠨᠰᠲ᠋ᠠᠯᠧᠶᠢᠰᠢᠨ ᠬᠤ᠂ᠬᠠ᠂ᠻᠠ ᠦ᠋ᠨ ᠤᠳᠤᠷᠢᠳᠤᠯᠭᠠ ᠨᠤᠭᠤᠳ ᢈᠡᠯᠡᠵᠦ ᠪᠠᠶᠢᠯᠠ᠃