᠒᠐᠒᠔.᠐᠔.᠑᠙᠆ᠨ ᠳ᠋ᠦ ᠠᠮᠤᠭᠤᠯᠠᠩ ᠳᠤᠯᠠᠭᠠᠨ ᠤ᠋ ᠰᠲ᠋ᠠᠨ᠋ᠼ ᠲᠥ᠂ᠥ᠂ᠻᠡ ᠦ᠋ᠨ ᢈᠦᠴᠦᠨ ᠴᠢᠳᠠᠯ ᠢ᠋ ᠑᠑᠖ ᠮᠸᠲ ᠢ᠋ᠶᠡᠷ ᠨᠡᠮᠡᢉᠳᠡᢉᠦᠯᠵᠦ᠂ ᠥᠷᢉᠡᠳᢉᠡᠯ ᠢ᠋ ᢈᠦᠯᠢᠶᠡᠨ ᠠᠪᠬᠤ ᠶᠣᠰᠤᠯᠠᠯ ᠤ᠋ᠨ ᠠᠵᠢᠯᠯᠠᠭᠠ ᠪᠣᠯᠤᠯᠠ᠃ ᠶᠣᠰᠤᠯᠠᠯ ᠤ᠋ᠨ ᠨᠡᢉᠡᢉᠡᠯᠲᠡ ᠶ᠋ᠢᠨ ᠠᠵᠢᠯᠯᠠᠭᠠᠨ ᠳ᠋ᠤ ᠮᠣᠩᠭᠣᠯ ᠤᠯᠤᠰ ᠤ᠋ᠨ ᠶᠡᠷᠦᠩᢈᠡᠢ ᠰᠠᠶᠢᠳ ᠯ᠃ ᠣᠶᠤᠨ᠆ᠡᠷᠳᠡᠨᠢ᠂ ᠤᠢᠬ ᠤ᠋ᠨ ᢉᠡᠰᠢᢉᠦᠨ᠂ ᠵᠠᠰᠠᠭ ᠤ᠋ᠨ ᠭᠠᠵᠠᠷ ᠤ᠋ᠨ ᢉᠡᠰᠢᢉᠦᠨ᠂ ᠡᠷᠴᠢᠮ ᢈᠦᠴᠦᠨ ᠦ᠋ ᠰᠠᠶᠢᠳ ᠪ᠃ ᠴᠣᠶᠢᠵᠠᠯᠰᠦ᠋ᠷᠦᠩ᠂ ᠳᠡᠳ᠋ ᠰᠠᠶᠢᠳ ᠮ᠃ ᠪᠠᠶᠠᠷᠮᠠᠭᠨᠠᠢ ᠪᠣᠯᠤᠨ ᠪᠤᠰᠤᠳ ᢈᠦᠨᠳᠦᠲᠦ ᠵᠣᠴᠢᠳ ᠣᠷᠤᠯᠴᠠᠭᠰᠠᠨ ᠶᠤᠮ᠃
ᠮᠣᠩᠭᠣᠯ ᠤᠯᠤᠰ ᠤ᠋ᠨ ᠶᠡᠷᠦᠩᢈᠡᠢ ᠰᠠᠶᠢᠳ ᠯ᠃ ᠣᠶᠤᠨ᠆ᠡᠷᠳᠡᠨᠢ ᠡᠨᠡ ᠦᠶᠡ ᠳ᠋ᠦ ᠡᠷᠴᠢᠮ ᢈᠦᠴᠦᠨ ᠦ᠋ ᠴᠢᠯᠦᢉᠡᠲᠦ ᠥᠷᠢᠰᠦᠯᠳᠦᢉᠡᠨ ᠢ᠋ ᠳᠡᠮᠵᠢᢈᠦ ᠷᠧᠹᠣᠷᠮ ᠢ᠋ ᠡᠷᠴᠢᠮᠵᠢᢉᠦᠯᢈᠦ ᠪᠡᠨ ᠮᠡᠳᠡᢉᠳᠡᠪᠡ᠃ ᠮᠠᠨ ᠤ᠋ ᠤᠯᠤᠰ ᠤ᠋ᠨ ᠳᠤᠯᠠᠭᠠᠨ ᠤ᠋ ᠰᠲ᠋ᠠᠨ᠋ᠼ ᠨᠤᠭᠤᠳ ᠤ᠋ᠨ ᠨᠠᠰᠤᠵᠢᠯᠲᠠ ᠓᠖᠆᠖᠑ ᠵᠢᠯ᠂ ᠴᠠᢈᠢᠯᠭᠠᠨ ᠳᠠᠮᠵᠢᠭᠤᠯᠬᠤ᠂ ᠲᠦᢉᠡᢉᠡᢈᠦ ᠰᠦᠯᠵᠢᠶᠡᠨ ᠦ᠋ ᠨᠠᠰᠤᠵᠢᠯᠲᠠ ᠓᠓᠆᠖᠓ ᠵᠢᠯ ᠪᠣᠯᠵᠤ᠂ ᠔᠐ ᠭᠠᠷᠤᠢ ᠬᠤᠪᠢ ᠶ᠋ᠢᠨ ᢈᠢ ᠨᠢ ᠠᠰᠢᠭᠯᠠᠯᠲᠠ ᠶ᠋ᠢᠨ ᠬᠤᠭᠤᠴᠠᠭᠠ ᠳᠠᠭᠤᠰᠤᠭᠰᠠᠨ ᢉᠡᠳᠡᢉ ᠢ᠋ ᠣᠨᠴᠠᠯᠠᠯᠠ᠃
ᠮᠣᠩᠭᠣᠯ ᠤᠯᠤᠰ ᠤ᠋ᠨ ᠵᠠᠰᠠᠭ ᠤ᠋ᠨ ᠭᠠᠵᠠᠷ ᠠ᠋ᠴᠠ ᢈᠡᠷᠡᢉᠵᠢᢉᠦᠯᠵᠦ ᠪᠤᠢ ᠰᠢᠨᠡ ᠰᠡᠷᢉᠦᢉᠡᠯᠲᠡ ᠶ᠋ᠢᠨ ᠪᠣᠳᠤᠯᠭᠠ᠂ ᠲᠡᠭᠦᠨ ᠦ᠋ ᠳᠣᠲᠤᠷᠠ ᠡᠷᠴᠢᠮ ᢈᠦᠴᠦᠨ ᠦ᠋ ᠰᠡᠷᢉᠦᢉᠡᠯᠲᠡ ᠶ᠋ᠢᠨ ᠵᠣᠷᠢᠯᠲᠠ ᠳ᠋ᠤ ᠲᠤᠰ ᠰᠲ᠋ᠠᠨ᠋ᠼ ᠶ᠋ᠢᠨ ᠰᠠᠭᠤᠷᠢᠯᠠᠭᠳᠠᠭᠰᠠᠨ ᢈᠦᠴᠦᠨ ᠴᠢᠳᠠᠯ ᠢ᠋ ᠑᠑᠖ ᠮᠸᠲ ᠤ᠋ᠨ ᠨᠢᢉᠡ ᠵᠤᠤᠬᠠ ᠪᠠᠷ ᠥᠷᢉᠡᠳᢉᠡᢈᠦ ᠲᠥᠰᠦᠯ ᠪᠠᠭᠲᠠᠵᠤ ᠪᠠᠶᠢᠭᠰᠠᠨ᠃ ᠲᠤᠰ ᠰᠲ᠋ᠠᠨ᠋ᠼ ᠥᠪᠡᠷ ᠦ᠋ᠨ ᠪᠣᠯᠤᠨ ᠮᠣᠩᠭᠣᠯ ᠤᠯᠤᠰ ᠤ᠋ᠨ ᢈᠥᢉᠵᠢᠯ ᠦ᠋ᠨ ᠪᠠᠩᠻᠢ ᠶ᠋ᠢᠨ ᠨᠡᠶᠢᠲᠡ ᠖᠕.᠖ ᠲᠡᠷᠪᠤᠮ ᠲᠥᢉᠦᠷᠢᢉ ᠦ᠋ᠨ ᠵᠢᢉᠡᠯᠡ ᠶ᠋ᠢᠨ ᠰᠠᠩᢈᠦᠵᠢᠯᠲᠡ ᠪᠡᠷ ᢈᠡᠷᠡᢉᠵᠢᢉᠰᠡᠨ ᠤᠭ ᠲᠥᠰᠦᠯ ᠦ᠋ᠨ ᠪᠠᠷᠢᠯᠭᠠ ᠤᠭᠰᠠᠷᠠᠯᠲᠠ ᠶ᠋ᠢᠨ ᠠᠵᠢᠯ ᠢ᠋ ᠒᠐᠒᠒ ᠣᠨ ᠤ᠋ ᠐᠖ ᠳ᠋ᠤᠭᠠᠷ ᠰᠠᠷᠠ ᠳ᠋ᠤ ᠡᢈᠢᠯᠡᢉᠦᠯᠦᢉᠰᠡᠨ ᠪᠥᢉᠡᠭᠡᠳ ᠲᠥᠯᠦᠪᠯᠡᢉᠰᠡᠨ ᠬᠤᠭᠤᠴᠠᠭᠠᠨ ᠠ᠋ᠴᠠ ᠳᠥᠷᠪᠡᠨ ᠰᠠᠷᠠ ᠶ᠋ᠢᠨ ᠡᠮᠦᠨᠡ ᠠᠰᠢᠭᠯᠠᠯᠲᠠ ᠳ᠋ᠤ ᠣᠷᠤᠭᠤᠯᠵᠤ ᠪᠤᠢ ᠪᠠᠷ ᠢ᠋ᠶᠠᠨ ᠣᠨᠴᠤᠭᠤᠢ᠃ ᠲᠥᠰᠦᠯ ᠦ᠋ᠨ ᠶᠡᠷᠦᠩᢈᠡᠢ ᢉᠦᠢᠴᠡᠳᢈᠡᢉᠴᠢ ᠪᠡᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤ᠋ᠨ ᠬᠤᠨᠠᠨ ᠢᠨᠳᠠᠰᠲ᠋ᠷᠢᠶᠠᠯ ᠡᢈᠦᠶᠢᠫᠮᠧᠨᠲ ᠢᠨᠰᠲ᠋ᠠᠯᠧᠶᠢᠰᠢᠨ ᠬᠤ᠂ᠬᠠ᠂ᠻᠠ ᠰᠢᠯᠭᠠᠷᠴᠤ ᠠᠵᠢᠯᠯᠠᠭᠰᠠᠨ᠃
ᠳᠠᠷᠠᠭᠠᢈᠢ ᠳᠠᠪᠠᠭᠤ ᠲᠠᠯᠠ ᠨᠤᠭᠤᠳ ᠡᢉᠦᠰᠴᠦ ᠪᠠᠶᠢᠨᠠ᠃ ᠦᠦᠨ ᠳ᠋ᠦ᠄